首页   >>  资源详情

数学广角---逻辑推理

作者:海桂玲   |  编者:海桂玲   |  发布时间:2020/8/8

ᠵᠢᠭᠠᠨ ᠰᠤᠷᠬᠤ  ᠠᠭᠤᠯᠭ᠎ᠠ ᠄

ᠲᠣᠭᠠᠨ ᠤ ᠣᠬᠠᠭᠠᠨ ᠤ ᠲᠤᠰᠬᠠᠢ ᠪᠤᠯᠣᠩ ᠎᠎᠎᠎        ᠮᠦᠷᠳᠡᠯᠲᠡ

ᠵᠢᠭᠠᠨ ᠰᠤᠷᠬᠤ ᠬᠠᠷᠠᠯᠲᠠ᠄

ᠮᠡᠳᠡᠯᠭᠡ  ᠪᠠ  ᠮᠡᠷᠭᠡᠰᠢᠯ᠄

ᠮᠦᠷᠳᠡᠯᠲᠡ ᠶᠢᠨ ᠶᠠᠪᠤᠴᠠ ᠵᠢ ᠪᠡᠶᠡᠴᠢᠯᠡᠨ ᠤᠢᠢᠯᠭᠠᠵᠤ᠂ ᠮᠦᠷᠳᠡᠯᠲᠡ ᠶᠢᠨ ᠤᠳᠬ᠎ᠠ ᠵᠢ ᠤᠬᠠᠵᠤ᠂ ᠦᠭᠭᠦᠭᠳᠡᠭᠰᠡᠨ ᠨᠦᠭᠦᠴᠡᠯ ᠢ ᠦᠨᠳᠦᠰᠦᠯᠡᠨ᠂ ᠳ᠋ᠦ᠋ᠢᠩᠨᠡᠯᠲᠡ ᠵᠢ ᠮᠦᠷᠳᠡᠨ ᠭᠠᠷᠭᠠᠵᠤ ᠴᠢᠳᠠᠨ᠎ᠠ᠃

ᠶᠠᠪᠤᠴᠠ ᠪᠠ ᠠᠷᠭ᠎᠎ᠠ ᠄

ᠠᠵᠢᠭᠯᠠᠬᠤ᠂ ᠵᠠᠳᠠᠯᠬᠤ᠂ ᠲᠠᠭᠠᠮᠠᠭᠯᠠᠬᠤ ᠵᠡᠷᠭᠡ ᠬᠦᠳᠡᠯᠪᠦᠷᠢ ᠪᠠᠷ ᠳᠠᠮᠵᠢᠨ ᠳᠦᠭᠦᠮ ᠮᠦᠷᠳᠡᠯᠲᠡ ᠶᠢᠨ ᠶᠠᠪᠤᠴᠠ ᠵᠢ ᠦᠨᠭᠭᠡᠷᠡᠭᠡᠵᠦ᠂ ᠳᠦᠭᠦᠮ ᠮᠦᠷᠳᠡᠯᠲᠡ ᠶᠢᠨ ᠲᠤᠷᠰᠢᠯᠭ᠎ᠠ ᠶᠢ ᠣᠯᠤᠨ᠎ᠠ᠃

ᠣᠪᠤᠷ ᠰᠡᠳᠬᠢᠯᠭᠡ ᠪᠠ  ᠦᠷᠳᠡᠭ ᠦᠨ ᠦᠵᠡᠯᠳ᠋ᠠ᠄

 ᠲᠤᠭᠠᠨ ᠤ ᠤᠬᠠᠭᠠᠨ ᠤ ᠮᠦᠷᠳᠡᠯᠲᠡ ᠶᠢᠨ ᠦᠢᠯᠡᠳᠦᠯ ᠢ ᠰᠡᠷᠡᠵᠦ ᠮᠡᠳᠡᠨ᠂ ᠲᠡᠳᠡᠨ ᠦ ᠡᠮᠬᠢ ᠳᠠᠷᠠᠭ᠎ᠠ ᠲᠠᠢ᠂ ᠪᠦᠬᠦ ᠲᠠᠯ᠎ᠠ ᠪᠠᠷ ᠠᠰᠠᠭᠤᠳᠠᠯ ᠢ ᠰᠡᠳᠬᠢᠬᠦ  ᠤᠬᠠᠮᠰᠠᠷ ᠢ ᠬᠥᠮᠦᠵᠢᠭᠦᠯᠦᠨ᠎ᠡ᠃

 ᠵᠢᠭᠠᠬᠤ   ᠭᠣᠣᠯᠳ᠋ᠠᠯᠭ᠎᠎ᠠ ᠂ ᠬᠦᠴᠢᠷᠳᠡᠯᠭᠡ᠄

ᠭᠣᠣᠯᠳ᠋ᠠᠯᠭ᠎᠎ᠠ ᠄ ᠮᠦᠷᠳᠡᠯᠲᠡ ᠶᠢᠨ ᠤᠳᠬ᠎ᠠ ᠵᠢ ᠤᠬᠠᠵᠤ᠂ ᠦᠭᠭᠦᠭᠳᠡᠭᠰᠡᠨ ᠨᠦᠭᠦᠴᠡᠯ ᠢ ᠦᠨᠳᠦᠰᠦᠯᠡᠨ᠂ ᠳ᠋ᠦ᠋ᠢᠩᠨᠡᠯᠲᠡ ᠵᠢ ᠮᠦᠷᠳᠡᠨ ᠭᠠᠷᠭᠠᠵᠤ ᠴᠢᠳᠠᠨ᠎ᠠ᠃

ᠬᠦᠴᠢᠷᠳᠡᠯᠭᠡ᠄ ᠮᠦ᠋ᠷᠳ᠋ᠡᠭᠰᠡᠨ ᠶᠠᠪᠤᠴᠠ ᠪᠠᠨ ᠡᠮᠬᠢ ᠳᠠᠷᠠᠭ᠎ᠠ ᠲᠠᠢ ᠲᠤᠭᠠᠴᠠᠨ ᠦᠭᠦᠯᠡᠬᠦ ᠳᠦ ᠬᠦᠴᠢᠷᠳᠡᠨ᠎ᠡ᠃

ᠵᠢᠭᠠᠨ ᠰᠤᠷᠬᠤ ᠠᠭᠤᠯᠭ᠎ᠠ ᠶᠢᠨ ᠲᠤᠲᠤᠷᠬᠠᠢᠢᠯᠠᠯ᠄

ᠲᠤᠭᠠᠨ ᠤ ᠤᠬᠠᠭᠠᠨ ᠤ ᠬᠢᠴᠢᠶᠡᠯ ᠦᠨ ᠪᠠᠷᠢᠮᠵᠢᠶ᠎ᠠ ᠳᠤ ︽ᠮᠦᠷᠳᠡᠯᠲᠡ ᠪᠤᠯ ᠲᠤᠭᠠᠨ ᠤ ᠤᠬᠠᠭᠠᠨ ᠤ ᠦᠨᠳᠦᠰᠦᠨ ᠰᠡᠳᠬᠢᠭᠦᠢ ᠶᠢᠨ ᠬᠡᠯᠪᠡᠷᠢ ᠮᠦᠨ᠂ ᠪᠠᠰᠠ ᠴᠤ ᠬᠦᠮᠦᠰ ᠦᠨ ᠰᠤᠷᠤᠯᠴᠠᠯᠭ᠎ᠠ ᠪᠠ ᠠᠮᠢᠳᠤᠷᠠᠯ  ᠳᠤᠮᠳᠠ ᠦᠷᠭᠦᠯᠵᠢ ᠬᠡᠷᠡᠭᠯᠡᠳᠡᠭ ᠰᠡᠳᠬᠢᠬᠦᠢ ᠶᠢᠨ ᠬᠡᠯᠪᠡᠷᠢ ᠮᠦᠨ᠃︾ ︽ ᠮᠦᠷᠳᠡᠬᠦ ᠴᠢᠳᠠᠪᠤᠷᠢ ᠵᠢ  ᠬᠦᠭᠵᠢᠭᠦᠯᠬᠦ ᠶᠢ ᠪᠦᠬᠦᠢᠢᠯᠡ ᠲᠤᠭᠠᠨ ᠤ ᠤᠬᠠᠭᠠᠨ ᠤ ᠰᠤᠷᠤᠯᠴᠠᠯᠭ᠎ᠠ ᠶᠢᠨ ᠶᠠᠪᠤᠴᠠ ᠳᠤ ᠲᠤᠤᠱᠯᠠᠭᠤᠯᠬᠤ ᠬᠡᠷᠡᠭᠲᠡᠢ ︾ ᠭᠡᠵᠦ ᠳᠤᠷᠠᠳᠤᠭᠰᠠᠨ ᠪᠠᠢᠢᠳᠠᠭ᠃ ᠮᠠᠨ ᠤ ᠲᠤᠭᠠᠨ ᠤ ᠤᠬᠠᠭᠠᠨ ᠤ ᠵᠢᠭᠠᠨ ᠰᠤᠷᠭᠠᠯᠲᠠ ᠶᠢᠨ ᠳᠤᠮᠳᠠ ᠮᠦᠷᠳᠡᠯᠲᠡ ᠶᠢᠨ ᠦᠵᠡᠯ ᠰᠠᠨᠠᠭ᠎ᠠ ᠵᠢ ᠪᠦᠷ ᠰᠢᠮᠡᠳᠭᠡᠵᠦ ᠪᠠᠢᠢᠳᠠᠭ᠃ ᠲᠤᠰ ᠳᠡᠪᠲᠡᠷ  ᠲᠦ ᠲᠤᠰᠬᠠᠢᠢᠯᠠᠨ ᠨᠢᠭᠡ ᠨᠢᠭᠡᠴᠢ ᠲᠤᠬᠢᠷᠠᠭᠤᠯᠵᠤ᠂ ᠮᠦᠷᠳᠡᠯᠲᠡ ᠶᠢᠨ ᠤᠳᠬ᠎ᠠ ᠵᠢ ᠤᠬᠠᠵᠤ᠂ ᠯᠣᠭᠢᠭ ᠮᠦᠷᠳᠡᠯᠲᠡ ᠵᠢ ᠠᠰᠢᠭᠯᠠᠨ  ᠳᠦᠭᠦᠮ ᠪᠤᠲᠠᠲᠠᠢ ᠠᠰᠠᠭᠤᠳᠠᠯ ᠢ ᠰᠢᠢᠳᠪᠤᠷᠢᠯᠡᠬᠦ ᠪᠣᠯᠤᠨ᠎ᠠ᠃ ᠲᠤᠰ ᠨᠢᠭᠡᠴᠢ ᠶᠢᠨ ᠰᠤᠷᠤᠯᠴᠠᠯᠭ᠎ᠠ  ᠪᠠᠷ ᠳᠠᠮᠵᠢᠨ ᠮᠦᠷᠳᠡᠯᠲᠡ ᠶᠢᠨ ᠦᠵᠡᠯ ᠰᠠᠨᠠᠭ᠎ᠠ ᠶᠢ ᠤᠬᠠᠵᠤ᠂ ᠳᠦᠭᠦᠮ ᠮᠦᠷᠳᠡᠯᠲᠡ ᠶᠢᠨ ᠲᠤᠷᠰᠢᠯᠭ᠎ᠠ ᠶᠢ ᠬᠤᠷᠠᠮᠳᠤᠭᠤᠯᠵᠤ᠂ ᠮᠦᠷᠳᠡᠬᠦ ᠴᠢᠳᠠᠪᠤᠷᠢ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠬᠦ ᠪᠣᠯᠤᠨ᠎ᠠ᠃

ᠰᠤᠷᠤᠭᠴᠢ ᠶᠢᠨ ᠲᠤᠬᠠᠢ ᠵᠠᠳᠠᠯᠤᠯᠲᠠ᠄

ᠡᠳᠦᠷ ᠲᠤᠲᠤᠮ ᠤᠨ ᠠᠮᠢᠳᠤᠷᠠᠯ  ᠪᠠ ᠦᠨᠭᠭᠡᠷᠡᠭᠰᠡᠨ ᠦ ᠲᠤᠭᠠᠨ ᠤ ᠤᠬᠠᠭᠠᠨ ᠤ ᠰᠤᠷᠤᠯᠴᠠᠯᠭ᠎ᠠ ᠳᠤᠮᠳᠠ ᠪᠠᠨ ᠰᠤᠷᠤᠭᠴᠢᠳ ᠨᠢᠭᠡᠨᠲᠡ ᠳᠦᠭᠦᠮ ᠮᠦᠷᠳᠡᠯᠲᠡ ᠶᠢᠨ  ᠲᠤᠷᠰᠢᠯᠭ᠎ᠠ ᠶᠢ ᠵᠤᠬᠢᠬᠤ ᠬᠡᠮᠵᠢᠶ᠎ᠡ ᠪᠠᠷ ᠬᠤᠷᠠᠮᠳᠤᠭᠤᠯᠤᠭᠰᠠᠨ ᠪᠠᠢᠢᠨ᠎ᠠ᠃ ᠭᠡᠪᠡᠴᠦ ᠡᠨᠡ ᠨᠢ ᠮᠦᠷᠳᠡᠯᠲᠡ ᠶᠢᠨ ᠠᠭᠤᠯᠭ᠎ᠠ ᠪᠤᠯᠬᠤ ᠶᠢ ᠮᠡᠳᠡᠭᠡᠳᠦᠢ ᠪᠠᠢᠢᠭᠰᠠᠭᠠᠷ᠃ ᠪᠠᠰᠠ ᠠᠨᠭᠬ᠎ᠠ ᠠᠯᠬᠤᠮ ᠤᠨ ᠮᠦᠷᠳᠡᠭᠦ ᠴᠢᠳᠠᠪᠤᠷᠢ ᠵᠢ ᠪᠦᠷᠢᠯᠳᠦᠭᠦᠯᠦᠭᠰᠡᠨ ᠪᠠᠢᠢᠳᠠᠭ᠃ ᠲᠤᠰ ᠨᠢᠭᠡᠴᠢ ᠶᠢᠨ ᠰᠤᠷᠤᠯᠴᠠᠯᠭ᠎ᠠ ᠪᠠᠷ ᠳᠠᠮᠵᠢᠨ ᠮᠦᠷᠳᠡᠯᠲᠡ ᠶᠢᠨ ᠲᠤᠭᠠᠨ ᠤ ᠤᠬᠠᠭᠠᠨ ᠤ ᠦᠵᠡᠯ ᠰᠠᠨᠠᠭ᠎ᠠ ᠶᠢ ᠤᠯᠠᠮ ᠨᠢᠭᠡ ᠠᠯᠬᠤᠮ ᠤᠢᠢᠯᠭᠠᠵᠤ᠂ ᠲᠤᠭᠠᠨ ᠤ ᠤᠬᠠᠭᠠᠨ ᠤ ᠰᠡᠳᠬᠢᠭᠦᠢ ᠶᠢᠨ ᠪᠤᠯᠪᠠᠰᠤᠷᠠᠯ ᠬᠦᠷᠳᠡᠬᠦ ᠪᠣᠯᠤᠨ᠎ᠠ᠃

ᠲᠠᠪᠤᠨ ᠴᠡᠭ᠄

ᠮᠡᠳᠡᠯᠭᠡ ᠶᠢᠨ ᠴᠡᠭ᠄

ᠮᠦᠷᠳᠡᠯᠲᠡ ᠶᠢᠨ ᠤᠳᠬ᠎ᠠ ᠵᠢ ᠤᠬᠠᠵᠤ᠂ ᠦᠭᠭᠦᠭᠳᠡᠭᠰᠡᠨ ᠨᠦᠭᠦᠴᠡᠯ ᠢ ᠦᠨᠳᠦᠰᠦᠯᠡᠨ᠂ ᠳ᠋ᠦ᠋ᠢᠩᠨᠡᠯᠲᠡ ᠵᠢ ᠮᠦᠷᠳᠡᠨ ᠭᠠᠷᠭᠠᠵᠤ ᠴᠢᠳᠠᠨ᠎ᠠ᠃

ᠴᠢᠳᠠᠪᠤᠷᠢ ᠶᠢᠨ ᠴᠡᠭ᠄

ᠰᠤᠷᠤᠭᠴᠢᠳ ᠤᠨ ᠠᠵᠢᠭᠯᠠᠬᠤ᠂ ᠵᠠᠳᠠᠯᠬᠤ᠂ ᠮᠦᠷᠳᠡᠬᠦ ᠪᠠ ᠠᠰᠠᠭᠤᠳᠠᠯ ᠢ ᠰᠢᠢᠳᠪᠤᠷᠢᠯᠡᠬᠦ ᠴᠢᠳᠠᠪᠤᠷᠢ ᠬᠢᠭᠡᠳ ᠮᠦᠷᠳᠡᠭᠰᠡᠨ ᠶᠠᠪᠤᠴᠠ ᠪᠠᠨ ᠡᠮᠬᠢ ᠳᠠᠷᠠᠭ᠎ᠠ ᠲᠠᠢ ᠦᠭᠦᠯᠡᠨ ᠲᠤᠭᠠᠴᠠᠬᠤ ᠲᠤᠭᠠᠨ ᠤ ᠤᠬᠠᠭᠠᠨ ᠤ ᠢᠯᠡᠳᠭᠡᠬᠦ ᠴᠢᠳᠠᠪᠤᠷᠢ ᠵᠢ ᠬᠥᠮᠦᠵᠢᠭᠦᠯᠦᠨ᠎ᠡ᠃

ᠬᠦᠮᠦᠵᠢᠯ ᠦᠨ ᠴᠡᠭ᠄

ᠮᠦᠷᠳᠡᠯᠲᠡ ᠶᠢᠨ ᠲᠤᠭᠠᠨ ᠤ ᠤᠬᠠᠭᠠᠨ ᠤ ᠦᠵᠡᠯ ᠰᠠᠨᠠᠭ᠎ᠠ ᠶᠢᠨ ᠭᠠᠢᠢᠬᠠᠮᠰᠢᠭ ᠪᠠ ᠦᠢᠯᠡᠳᠦᠯ ᠢ ᠰᠡᠷᠡᠵᠦ ᠤᠢᠢᠯᠭᠠᠨ᠂ ᠪᠦᠬᠦ ᠲᠠᠯ᠎ᠠ ᠪᠠᠷ ᠡᠮᠬᠢ ᠳᠠᠷᠠᠭ᠎ᠠ ᠲᠠᠢ ᠠᠰᠠᠭᠤᠳᠠᠯ ᠢ ᠰᠡᠳᠬᠢᠬᠦ ᠤᠬᠠᠮᠰᠠᠷ ᠢ ᠬᠥᠮᠦᠵᠢᠭᠦᠯᠦᠨ᠎ᠡ᠃

ᠳᠠᠰᠬᠠᠯ ᠪᠤᠯᠪᠠᠰᠤᠷᠠᠯ ᠤᠨ ᠴᠡᠭ᠄

ᠬᠢᠵᠦ ᠦᠵᠡ ᠶᠢᠨ ᠰᠡᠳᠦᠪ ᠪᠠ ᠪᠤᠯᠪᠠᠰᠤᠷᠠᠯ ᠬᠤᠷᠢᠨ ᠨᠢᠭᠡ ᠶᠢᠨ ᠬᠠᠷᠠᠭᠠᠯᠵᠠᠭᠰᠠᠨ ᠪᠤᠯᠪᠠᠰᠤᠷᠠᠯ ᠢ ᠬᠢᠨ᠎ᠡ᠃

ᠰᠢᠯᠭᠠᠯᠲᠠ ᠶᠢᠨ ᠴᠡᠭ᠄

ᠳᠦᠭᠦᠮᠬᠡᠨ ᠠᠰᠠᠭᠤᠳᠠᠯ ᠢ ᠮᠦᠷᠳᠡᠨ ᠰᠢᠢᠳᠪᠤᠷᠢᠯᠡᠬᠦ ᠬᠡᠯᠪᠡᠷᠢ ᠪᠠᠷ ᠰᠢᠯᠭᠠᠨ ᠪᠠᠢᠢᠴᠠᠭᠠᠨ᠎ᠡ᠃

ᠵᠢᠭᠠᠨ ᠰᠣᠷᠬᠣ ᠠᠷᠭ᠎᠎ᠠ ᠄

ᠪᠡᠶ᠎ᠡ ᠪᠠᠨ ᠳᠠᠭᠠᠭᠠᠵᠤ ᠰᠡᠳᠬᠢᠨ ᠪᠤᠳᠤᠯᠬᠢᠯᠠᠬᠤ ᠪᠠ ᠬᠠᠮᠲᠤ ᠨᠦᠭᠦᠳ ᠬᠤᠭᠤᠷᠤᠨᠳᠤ ᠪᠠᠨ  ᠰᠤᠯᠢᠯᠴᠠᠬᠤ ᠃

ᠵᠢᠭᠠᠨ ᠰᠤᠷᠬᠤ ᠪᠠᠭᠠᠵᠢ᠄

ᠺᠤᠤᠷᠰᠸᠢᠢᠷ᠂ ᠣᠷᠤᠯᠳᠤᠯᠭ᠎ᠠ ᠶᠢᠨ ᠬᠠᠭᠤᠳᠠᠰᠤ᠃

ᠵᠢᠭᠠᠨ ᠰᠤᠷᠬᠤ ᠶᠠᠪᠤᠴᠠ᠄

1᠂ ᠠᠬᠤᠢ ᠤᠷᠴᠢᠨ ᠢ ᠡᠭᠦᠳᠬᠦ᠃

 ᠲᠤᠭ᠎ᠠ ᠲᠠᠭᠠᠭᠠᠬᠤ ᠲᠤᠭᠯᠠᠮ᠄

︵1︶ 4 ᠮᠢᠨᠭᠭ᠎ᠠ ᠪᠠ 5 ᠠᠷᠪᠠ ᠪᠠᠷ ᠪᠦᠷᠢᠯᠳᠦᠭᠰᠡᠨ ᠲᠤᠭ᠎ᠠ᠃

︵2︶  ᠬᠠᠮᠤᠭ ᠪᠠᠭ᠎ᠠ ᠲᠠᠪᠤᠨ ᠤᠷᠤᠨᠲᠤ ᠲᠤᠭ᠎ᠠ  ᠠᠴᠠ 1 ᠳᠤᠲᠠᠭᠤ  ᠲᠤᠭ᠎ᠠ᠃

︵3︶ ᠨᠢᠭᠡᠨ ᠲᠤᠭᠠᠨ ᠤ ᠮᠢᠩᠭ᠎ᠠ ᠶᠢᠨ ᠤᠷᠤᠨ ᠪᠠ ᠨᠢᠭᠡᠴᠢ ᠶᠢᠨ ᠤᠷᠤᠨ ᠳᠡᠭᠡᠷ᠎ᠡ ᠨᠢ ᠴᠦᠮ ᠬᠠᠮᠤᠭ ᠶᠡᠬᠡ ᠨᠢᠭᠡ ᠤᠷᠤᠨᠲᠤ ᠲᠤᠭ᠎ᠠ᠂ ᠪᠤᠰᠤᠳ ᠤᠷᠤᠨ ᠳᠡᠭᠡᠷ᠎ᠡ ᠨᠢ ᠴᠦᠮ 0 ᠂ ᠡᠨᠡ ᠲᠤᠭ᠎ᠠ ᠨᠢ ︵       ︶

ᠮᠦᠷᠳᠡᠯᠲᠡ ᠪᠤᠯ ᠮᠠᠨ ᠤ ᠲᠤᠭᠠᠨ ᠤ ᠤᠬᠠᠭᠠᠨ ᠤ ᠴᠢᠬᠤᠯᠠ ᠨᠢᠭᠡ ᠰᠡᠳᠬᠢᠬᠦᠢ ᠶᠢᠨ ᠬᠡᠯᠪᠡᠷᠢ ᠮᠦᠨ᠂ ᠲᠤᠰ ᠬᠢᠴᠢᠶᠡᠯ ᠪᠢᠳᠡ ᠲᠤᠭᠠᠨ ᠤ ᠤᠬᠠᠭᠠᠨ ᠤ ᠲᠤᠰᠬᠠᠢ ᠪᠤᠯᠤᠩ ᠂᠂᠂᠂ ᠮᠦᠷᠳᠡᠯᠲᠡ ᠡᠴᠡ ᠰᠤᠷᠤᠯᠴᠠᠶ᠎ᠠ᠃

︵ ᠭᠠᠷᠴᠠᠭ ᠢᠶᠡᠨ ᠰᠠᠮᠪᠠᠷᠠᠯᠠᠨ᠎ᠡ᠃︶

2᠂ ᠠᠰᠠᠭᠤᠳᠠᠯ ᠢ ᠢᠯᠡᠷᠡᠭᠦᠯᠦᠨ᠎ᠡ᠃

ᠬᠡᠯᠡ ᠪᠢᠴᠢᠭ᠂ ᠲᠤᠭᠠᠨ ᠤ ᠤᠬᠠᠭᠠᠨ ᠪᠠ ᠬᠢᠲᠡᠳ ᠬᠡᠯᠡ ᠭᠤᠷᠪᠠᠨ ᠳᠡᠪᠲᠡᠷ  ᠨᠤᠮ ᠪᠠᠢᠢᠨ᠎ᠠ᠃ ᠳᠤᠤᠷᠠᠬᠢ ᠭᠤᠷᠪᠠᠨ ᠬᠦᠮᠦᠨ ᠲᠤᠰ ᠲᠤᠰ ᠨᠢᠭᠡ ᠳᠡᠪᠲᠡᠷ ᠠᠪᠴᠠᠢ᠃ ᠬᠦᠴᠦᠨ ᠶᠠᠮᠠᠷ ᠨᠤᠮ ᠠᠪᠤᠭᠰᠠᠨ ᠪᠤᠢ ᠭᠤᠶᠤᠬᠠᠨ

ᠤᠯᠠᠭᠠᠨ᠄ ᠪᠢ ᠬᠡᠯᠡ ᠪᠢᠴᠢᠭ ᠦᠨ ᠨᠤᠮ ᠠᠪᠴᠠᠢ᠃

ᠭᠤᠶᠤᠬᠠᠨ᠄ ᠮᠢᠨᠤ ᠠᠪᠤᠭᠰᠠᠨ ᠨᠢ ᠲᠤᠭᠠᠨ ᠤ ᠤᠬᠠᠭᠠᠨ ᠤ ᠨᠤᠮ ᠪᠢᠰᠢ᠃

ᠬᠦᠴᠦᠨ ᠄

︵1︶ᠰᠤᠷᠤᠭᠴᠢ ᠠᠰᠠᠭᠤᠳᠠᠯ ᠢ ᠤᠨᠭᠰᠢᠨ ᠤᠢᠢᠯᠭᠠᠭᠰᠠᠨ ᠰᠠᠭᠤᠷᠢᠨ ᠳᠡᠭᠡᠷ᠎ᠡ᠂ ᠶᠠᠮᠠᠷ ᠲᠤᠭᠠᠨ ᠤ ᠤᠬᠠᠭᠠᠨ ᠤ ᠮᠡᠳᠡᠭᠡ ᠵᠠᠨᠭᠬᠢ ᠶᠢ  ᠤᠯᠤᠭᠰᠠᠨ ᠢ ᠬᠡᠯᠡᠭᠦᠯᠦᠨ᠎ᠡ᠃

︵2︶ᠰᠤᠷᠤᠭᠴᠢ ᠮᠡᠳᠡᠭᠡ ᠵᠠᠨᠭᠬᠢ ᠵᠢ ᠡᠮᠬᠢᠯᠡᠵᠦ ᠂ ᠪᠡᠶ᠎ᠡ ᠪᠠᠨ ᠳᠠᠭᠠᠭᠠᠵᠤ ᠴᠢᠯᠦᠭᠡᠲᠡᠢ ᠪᠠᠷ ᠠᠰᠠᠭᠤᠳᠠᠯ ᠢ ᠰᠢᠢᠳᠪᠤᠷᠢᠯᠡᠨ᠎ᠡ᠃

︵3︶ ᠮᠦᠷᠳᠡᠯᠲᠡ ᠶᠢᠨ ᠶᠠᠪᠤᠴᠠ ᠪᠠᠨ ᠡᠮᠬᠢ ᠳᠠᠷᠠᠭ᠎ᠠ ᠲᠠᠢ ᠶᠠᠷᠢᠵᠦ ᠰᠤᠯᠢᠯᠴᠠᠨ ᠬᠠᠷᠢᠭᠤ ᠮᠡᠳᠡᠭᠦᠯᠦᠨ᠎ᠡ᠃

3᠂ ᠳᠦᠭᠦᠮ ᠳ᠋ᠦ᠋ᠢᠩᠨᠡᠯᠲᠡ᠄  

ᠮᠦᠷᠳᠡᠯᠲᠡ ᠬᠢᠬᠦ ᠦᠶ᠎ᠡ ᠳᠦ ᠵᠠᠨᠭᠬᠢᠯᠭ᠎ᠠ ᠢᠨ ᠮᠡᠳᠡᠭᠡ ᠵᠠᠨᠭᠬᠢ ᠵᠢ ᠠᠳᠬᠤᠵᠤ᠂ ᠳᠡᠰ ᠳᠡᠰ ᠢᠶᠡᠷ ᠵᠠᠳᠠᠯᠵᠤ᠂ ᠡᠴᠦᠰ ᠳᠡᠭᠡᠨ ᠳ᠋ᠦ᠋ᠢᠩᠨᠡᠯᠲᠡ ᠵᠢ ᠤᠯᠵᠤ ᠪᠣᠯᠤᠨ᠎ᠠ᠃ ᠮᠦᠷᠳᠡᠯᠲᠡ ᠬᠢᠬᠦ ᠦᠶ᠎ᠡ ᠳᠡᠭᠡᠨ ᠤᠨᠭᠰᠢᠬᠤ ᠶᠢᠨ ᠳᠠᠭᠠᠤ ᠵᠠᠳᠠᠯᠵᠤ᠂ ᠬᠡᠷᠡᠭᠴᠡᠭᠡ ᠪᠠᠨ ᠦᠨᠳᠦᠰᠦᠯᠡᠵᠦ  ᠵᠤᠬᠢᠰᠲᠠᠢ ᠠᠷᠭ᠎ᠠ ᠵᠢ  ᠰᠤᠨᠭᠭᠤᠵᠤ ᠪᠣᠯᠤᠨ᠎ᠠ᠃

ᠳᠠᠰᠬᠠᠯ ᠪᠤᠯᠪᠠᠰᠤᠷᠠᠯ᠄

1᠂ ᠬᠢᠵᠣ ᠦᠵᠡ ᠶᠢᠨ2 ᠳ᠋ᠤᠭᠠᠷ  ᠰᠡᠳ᠋ᠣᠪ ᠢ ᠪᠡᠶ᠎᠎ᠡ ᠪᠡᠨ ᠳᠠᠭᠠᠭᠠᠵᠣ ᠭᠦᠢᠴᠡᠳᠭᠡᠭᠡᠳ ᠮᠦᠷᠳᠡᠯᠲᠡ ᠶᠢᠨ ᠶᠠᠪᠤᠴᠠ ᠪᠠᠨ ᠰᠣᠯᠢᠯᠴᠠᠨ᠎ᠠ᠃

 2᠂   ᠪᠣᠯᠪᠠᠰᠣᠷᠠᠯ ᠬᠣᠷᠢ᠍ᠨ  ᠨᠢᠭᠡ ᠶᠢ᠍ᠨ1. 2. 3 ᠳ᠋ᠤᠭᠠᠷ ᠰᠡᠳᠦᠪ   ᠢ  ᠪᠡᠶ᠎᠎ᠡ ᠪᠡᠨ ᠳᠠᠭᠠᠭᠠᠵᠣ  ᠭᠦᠢᠴᠡᠳᠭᠡᠭᠡᠳ ᠮᠦᠷᠳᠡᠯᠲᠡ ᠶᠢᠨ ᠶᠠᠪᠤᠴᠠ ᠪᠠᠨ ᠰᠣᠯᠢᠯᠴᠠᠨ᠎ᠠ᠃

ᠰᠠᠮᠪᠠᠷᠠᠴᠢ᠍ᠯᠠᠯ᠄

 

ᠲᠣᠭᠠᠨ ᠤ ᠣᠬᠠᠭᠠᠨ ᠤ ᠲᠤᠰᠬᠠᠢ ᠪᠣᠯᠣᠩ ᠆  ᠮᠦᠷᠳᠡᠯᠲᠡ

ᠤᠯᠠᠭᠠᠨ᠄ ᠪᠢ ᠬᠡᠯᠡ ᠪᠢᠴᠢᠭ ᠦᠨ ᠨᠤᠮ ᠠᠪᠴᠠᠢ᠃

ᠭᠤᠶᠤᠬᠠᠨ᠄ ᠮᠢᠨᠤ ᠠᠪᠤᠭᠰᠠᠨ ᠨᠢ ᠲᠤᠭᠠᠨ ᠤ ᠤᠬᠠᠭᠠᠨ ᠤ ᠨᠤᠮ ᠪᠢᠰᠢ᠃

ᠬᠦᠴᠦᠨ ᠄

 

 

 

 

 

 

 


评论区(0)

  • 暂无内容
  • 回 复 ×

    立即开启您的专属工作室

    立即开启


    请拖动滑块验证!

    忘记密码?还没有账号?立即注册

    登 录

    请输入手机号!

    获取验证码

    输入获取到的验证码!

    忘记密码?还没有账号?立即注册

    登 录

    输入有误,请重新输入!

    新密码(密码由6-12位字母、数字及特殊符号组成,区分大小写)

    请再次输入新密码!

    确认修改

    立即登录账号已存在?

    ×